Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ ᠦᠭᠡ ᠬᠡᠯᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠲᠤᠯᠭᠤᠷ ᠲᠥᠷᠥ ᠢᠢᠨ 2230᠂ 2231᠂ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 815᠂ 816᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 110᠂ 111᠂ ᠠᠷᠠᠳ ᠤᠨ ᠬᠤᠪᠢᠰᠬᠠᠯ ᠤᠨ 100᠂ 101 ᠵᠢᠯ ᠦᠨ ᠣᠢ᠂ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ ᠦᠭᠡ ᠬᠡᠯᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠡᠯᠡᠭᠰᠡᠨ ᠦᠭᠡᠨ ᠳᠥ ᠪᠡᠨ᠄

ᠮᠠᠨ ᠤ ᠤᠯᠤᠰ ᠤᠨ ᠡᠷᠬᠢᠮ ᠬᠦᠨᠳᠦᠳᠥ ᠠᠷᠠᠳ ᠢᠷᠭᠡᠳ ᠡ᠂

ᠡᠷᠬᠢᠮ ᠬᠦᠨᠳᠦᠳᠥ ᠵᠣᠴᠢᠳ ᠠ᠋᠂

ᠡᠷᠬᠢᠮ ᠬᠦᠨᠳᠦᠳᠥ ᠨᠠᠭᠠᠳᠤᠮᠴᠢᠳ ᠠ᠂

ᠮᠣᠩ᠋ᠭᠣᠯᠴᠤᠳ ᠪᠢᠳᠡ ᠲᠥᠷᠥᠳᠦ ᠶᠣᠰᠣᠨ ᠤ ᠪᠠᠨ ᠪᠠᠶᠠᠷ ᠴᠡᠩ᠋ᠭᠡᠯ ᠶᠡᠬᠡ ᠨᠠᠭᠠᠳᠤᠮ ᠢ ᠲᠡᠦᠬᠡᠲᠦ ᠣᠢ ᠨᠤᠭᠤᠳ ᠲᠠᠢ ᠪᠠᠨ ᠬᠠᠮᠲᠤᠳᠬᠠᠨ ᠰᠦᠷ ᠵᠢᠪᠬᠤᠯᠠᠩᠲᠠᠢ᠂ ᠶᠣᠰᠣᠯᠠᠯ ᠲᠡᠭᠦᠯᠳᠡᠷ᠂ ᠥᠷᠭᠡᠨ ᠳᠡᠯᠭᠡᠷ ᠲᠡᠮᠳᠡᠭᠯᠡᠯ ᠡ

ᠮᠣᠩ᠋ᠭᠣᠯ ᠤᠯᠤᠰ ᠤᠨ ᠢᠷᠭᠡᠳ ᠪᠢᠳᠡ ᠲᠤᠰᠠᠭᠠᠷ ᠲᠣᠭᠲᠠᠨᠢᠯ᠂ ᠬᠥᠭ᠍ᠵᠢᠯ ᠳᠡᠪᠰᠢᠯ ᠦᠨ ᠨᠢᠭᠡᠨ ᠵᠠᠭᠤᠨ ᠢ ᠬᠠᠮᠲᠤ ᠳᠤ ᠪᠠᠨ ᠦᠳᠡᠵᠦ᠂ ᠰᠢᠨ᠎ᠡ ᠵᠠᠭᠤᠨ ᠢ ᠬᠠᠮᠲᠤ ᠳᠤ ᠪᠠᠨ ᠲᠣᠰᠴᠤ ᠠᠪᠤᠯ᠎ᠠ᠃

ᠵᠠᠭᠤᠨ ᠵᠠᠭᠤᠨ ᠢ ᠥᠷᠲᠡᠭᠡᠯᠡᠭᠰᠡᠨ ᠪᠤᠭᠤᠷᠤᠯ ᠲᠡᠦᠬᠡ ᠲᠡᠢ᠂ ᠳᠡᠯᠡᠬᠡᠢ ᠳᠥ ᠭᠠᠭᠴᠠᠬᠠᠨ 《ᠮᠣᠩ᠋ᠭᠣᠯ ᠨᠠᠭᠠᠳᠤᠮ》 ᠲᠤᠰᠠᠭᠠᠷ ᠤᠯᠤᠰ ᠤᠨ ᠢᠶᠠᠨ ᠰᠦᠷ ᠬᠦᠴᠦ᠂ ᠡᠪ ᠨᠢᠭᠡᠳᠦᠯ ᠢ ᠢᠯᠡᠳᠬᠡᠨ ᠬᠠᠷᠠᠭᠤᠯᠵᠤ᠂ ᠡᠦᠬᠡ ᠲᠡᠦᠬᠡ᠂ ᠦᠨᠡᠲᠦ ᠵᠦᠢᠯ ᠢᠶᠡᠨ ᠪᠡᠬᠢᠵᠢᠭᠦᠯᠦᠨ᠂ ᠦᠷ᠎ᠡ ᠬᠡᠦᠬᠡᠳ᠂ ᠬᠣᠢᠢᠴᠢ ᠦᠶ ᠡ ᠳ᠋ᠥ ᠪᠡᠨ ᠥᠪᠯᠡᠭᠦᠯᠦᠨ ᠦᠯᠡᠳᠡᠭᠡᠵᠦ᠂ ᠦᠶ᠎ᠡ ᠢᠢᠨ ᠦᠶ᠎ᠡ ᠳᠥ ᠮᠣᠩ᠋ᠭᠣᠯ ᠬᠦᠮᠦᠨ᠂ ᠮᠣᠩ᠋ᠭᠣᠯ ᠲᠦᠮᠡᠨ ᠦ ᠴᠣᠭ ᠬᠡᠢᠢᠮᠣᠷᠢ ᠢᠢ ᠪᠠᠳᠠᠷᠠᠭᠠᠵᠤ ᠪᠠᠢᠢᠬᠤ ᠤᠴᠢᠷᠲᠠᠢ ᠶᠤᠮ᠃

ᠮᠣᠩ᠋ᠭᠣᠯᠴᠤᠳ ᠪᠢᠳᠡ ᠮᠣᠩ᠋ᠭᠣᠯ ᠢᠶᠠᠷ ᠢᠶᠠᠨ ᠭᠣᠶᠣᠵᠤ᠂ ᠮᠣᠩ᠋ᠭᠣᠯ ᠢᠶᠠᠷ ᠢᠶᠠᠨ ᠪᠠᠬᠠᠷᠬᠠᠵᠤ᠂ ᠮᠣᠩ᠋ᠭᠣᠯ ᠢᠶᠠᠷ ᠢᠶᠠᠨ ᠣᠮᠣᠭᠰᠢᠵᠤ᠂ ᠮᠣᠩ᠋ᠭᠣᠯ ᠢᠶᠠᠷ ᠢᠶᠠᠨ ᠠᠮᠢᠳᠤᠷᠠᠬᠤ ᠶᠣᠰᠣᠲᠠᠢ᠃

《ᠨᠠᠭᠠᠳᠤᠮ ᠤᠨ ᠮᠠᠷᠭᠠᠰᠢ ᠨᠠᠮᠤᠷ》 ᠭᠡᠵᠦ ᠮᠠᠨ ᠤ ᠠᠷᠠᠳ ᠲᠦᠮᠡᠨ ᠬᠡᠯᠡᠳᠡᠭ᠃

ᠡᠢᠢᠮᠦ ᠡᠴᠡ ᠨᠠᠮᠤᠷ ᠤᠨ ᠶᠡᠬᠡ ᠠᠵᠢᠯ᠂ ᠡᠪᠦᠯ ᠦᠨ ᠪᠡᠯᠡᠳᠬᠡᠯ ᠢᠶᠡᠨ ᠰᠠᠢᠢᠲᠤᠷ ᠪᠠᠵᠠᠭᠠᠵᠤ᠂ ᠢᠷᠡᠬᠦ ᠡᠪᠦᠯ᠂ ᠬᠠᠪᠤᠷ ᠢ ᠥᠨᠢ ᠲᠡᠢ ᠰᠠᠢᠢᠬᠠᠨ ᠳᠠᠪᠠᠬᠤ ᠳᠤ ᠲᠥᠷᠥ ᠵᠠᠰᠠᠭ᠂ ᠲᠦᠮᠡᠨ ᠣᠯᠠᠨ ᠢᠶᠠᠷ ᠢᠶᠠᠨ ᠠᠩᠬᠠᠷᠴᠤ ᠠᠵᠢᠯᠯᠠᠬᠤ ᠨᠢ ᠵᠦᠢᠲᠡᠢ᠃

ᠬᠦᠮᠦᠨ ᠲᠥᠷᠥᠯᠬᠢᠲᠡᠨ᠂ ᠳᠡᠯᠡᠬᠡᠢ ᠨᠡᠢᠢᠲᠡ ᠪᠡᠷ ᠢᠶᠡᠨ ᠴᠠᠷ᠎ ᠲᠠᠬᠤᠯ᠂ ᠭᠧᠣᠫᠣᠯᠢᠲ᠋ᠢᠺ ᠤᠨ ᠠᠮᠠᠷ ᠦᠭᠡᠢ ᠴᠠᠭ ᠦᠶ᠎ᠡ ᠢᠢ ᠬᠠᠮᠲᠤ ᠳᠤ ᠪᠠᠨ ᠲᠤᠭᠤᠯᠵᠤ ᠪᠠᠢᠢᠨ᠎ᠠ᠃

ᠮᠣᠩ᠋ᠭᠣᠯᠴᠤᠳ ᠪᠢᠳᠡᠨ ᠡᠴᠡ ᠦᠯᠦ ᠬᠠᠮᠢᠶᠠᠷᠬᠤ ᠬᠦᠨᠳᠦᠷᠡᠯ ᠪᠡᠷᠬᠡᠰᠢᠶᠡᠯ ᠦᠳ ᠤᠯᠤᠰ ᠣᠷᠣᠨ ᠤ ᠮᠠᠨᠢ ᠡᠳ᠋ ᠍ ᠦᠨ ᠵᠠᠰᠠᠭ᠂ ᠠᠷᠠᠳ ᠲᠦᠮᠡᠨ ᠦ ᠮᠠᠨᠢ ᠠᠮᠢᠳᠤᠷᠠᠯ ᠠᠬᠤᠢ ᠳᠤ ᠬᠦᠨᠳᠦ ᠪᠡᠷ ᠲᠤᠰᠴᠤ ᠪᠠᠢᠢᠨ᠎ᠠ᠃ ᠲᠡᠭᠡᠭᠡᠪᠦᠷᠢ ᠯᠣᠵᠢᠰᠲ᠋ᠢᠭ᠂ ᠦᠨ᠎ᠡ ᠢᠢᠨ ᠥᠰᠦᠯᠲᠡ ᠭᠡᠳ ᠳᠡᠯᠡᠬᠡᠢ ᠨᠡᠢᠢᠲᠡ ᠢᠢ ᠬᠢᠮᠤᠷᠠᠭᠠᠭᠰᠠᠨ ᠣᠯᠠᠨ ᠲᠤᠯᠭᠠᠮᠳᠠᠭᠰᠠᠨ ᠠᠰᠠᠭᠤᠳᠠᠯ ᠤᠳ ᠪᠠᠢᠢᠨ᠎ᠠ᠃

ᠡᠨᠡ ᠪᠦᠬᠦ ᠬᠦᠨᠳᠦᠷᠡᠯ ᠪᠡᠷᠬᠡᠰᠢᠶᠡᠯ ᠢ ᠮᠣᠩ᠋ᠭᠣᠯᠴᠤᠳ ᠪᠢᠳᠡ ᠰᠡᠳᠬᠢᠯ ᠦᠨ ᠬᠦᠴᠥ ᠪᠡᠷ᠂ ᠡᠪ ᠦᠨ ᠬᠦᠴᠥ ᠪᠡᠷ᠂ ᠬᠠᠮᠲᠤ ᠢᠢᠨ ᠬᠦᠴᠥ ᠪᠡᠷ᠂ ᠬᠥᠳᠡᠯᠮᠦᠷᠢ ᠵᠢᠳᠬᠦᠯ ᠦᠨ ᠬᠦᠴᠥ ᠪᠡᠷ ᠳᠠᠪᠠᠨ ᠭᠠᠷᠬᠤ ᠪᠣᠯᠤᠨ᠎ᠠ᠃

ᠮᠢᠨᠦ ᠮᠣᠩ᠋ᠭᠣᠯ ᠤᠨ ᠠᠷᠠᠳ ᠢᠷᠭᠡᠳ ᠡ᠂

《ᠠᠮᠢᠳᠤ ᠳᠤ ᠪᠠᠨ ᠪᠡᠶ᠎ᠡ ᠪᠡᠶ᠎ᠡ ᠪᠡᠨ ᠬᠠᠢᠢᠷᠠᠯᠠ᠂ ᠬᠦᠮᠦᠰ ᠡ

ᠠᠯᠢᠪ ᠰᠠᠢᠢᠬᠠᠨ ᠪᠦᠬᠦᠨ ᠢᠶᠡᠨ ᠪᠤᠰᠤᠳ ᠠᠴᠠ ᠪᠢᠲᠡᠭᠡᠢ ᠬᠠᠷᠠᠮᠯᠠ》 ᠭᠡᠵᠦ ᠠᠯᠳᠠᠷᠲᠤ ᠢᠷᠠᠭᠤ ᠨᠠᠢᠢᠷᠠᠭᠴᠢ ᠣ᠊ ∙ ᠳᠠᠰᠢᠪᠠᠯᠪᠠᠷ ᠤᠨ ᠬᠡᠯᠡᠭᠰᠡᠨᠴᠢᠯᠡᠨ ᠪᠢᠳᠡᠨ ᠦ ᠴᠥᠭᠡᠬᠡᠨ ᠮᠣᠩ᠋ᠭᠣᠯᠴᠤᠳ ᠪᠡᠶ᠎ᠡ ᠪᠡᠶ᠎ᠡ ᠪᠡᠨ ᠬᠠᠢᠢᠷᠠᠯᠠᠵᠤ᠂ ᠪᠡᠶ᠎ᠡ ᠪᠡᠶ᠎ᠡ ᠪᠡᠨ ᠬᠠᠮᠠᠭᠠᠯᠠᠵᠤ᠂ ᠪᠡᠶ᠎ᠡ ᠪᠡᠶ᠎ᠡ ᠪᠡᠨ ᠳᠡᠮᠵᠢᠵᠦ᠂ ᠪᠡᠶ᠎ᠡ ᠪᠡᠶᠡᠡ ᠳ᠋ᠡᠭᠡᠨ ᠲᠤᠰᠠᠯᠠᠵᠤ᠂ ᠪᠡᠶ᠎ᠡ ᠪᠡᠶ᠎ᠡ ᠪᠡᠨ ᠣᠢᠢᠯᠠᠭᠠᠵᠤ᠂ ᠬᠠᠮᠲᠤ ᠳᠤ ᠪᠠᠨ ᠬᠥᠭ᠍ᠵᠢᠵᠦ᠂ ᠬᠠᠮᠲᠤ ᠳᠤ ᠪᠠᠨ ᠤᠷᠤᠭᠰᠢᠯᠠᠬᠤ ᠤᠴᠢᠷᠲᠠᠢ᠃

ᠡᠨᠡ ᠦᠵᠡᠯ ᠰᠠᠨᠠᠭ᠎ᠠ ᠮᠣᠩ᠋ᠭᠣᠯ ᠬᠦᠮᠦᠨ ᠪᠦᠬᠦᠨ ᠦ ᠵᠢᠷᠦᠬᠡ ᠰᠡᠳᠬᠢᠯ ᠳᠥ ᠴᠣᠬᠢᠯᠠᠵᠤ ᠪᠠᠢᠢᠬᠤ ᠶᠣᠰᠣᠲᠠᠢ ᠶᠤᠮ ᠰᠢᠦ᠃

ᠳᠠᠯᠠᠢ ᠶᠡᠬᠡ ᠬᠠᠭᠠᠨ ᠤ ᠰᠤᠤ ᠠᠯᠳᠠᠷ ᠳ᠋ᠣᠷ᠎ ᠳᠠᠶᠠᠭᠠᠷ ᠮᠣᠩ᠋ᠭᠣᠯ ᠤᠨ ᠡᠪ ᠨᠢᠭᠡᠳᠦᠯ ᠪᠡᠬᠢᠵᠢᠵᠦ᠂ ᠳᠠᠷᠬᠠᠨ ᠮᠠᠨ ᠤ ᠤᠯᠤᠰ ᠤᠨ ᠰᠦᠷ ᠬᠦᠴᠦ ᠪᠠᠳᠠᠷᠴᠤ᠂ ᠡᠷᠡᠯᠬᠡᠭ᠌ ᠵᠣᠷᠢᠭᠲᠤ ᠮᠣᠩ᠋ᠭᠣᠯ ᠲᠦᠮᠡᠨ ᠦ ᠴᠣᠭ ᠬᠡᠢᠢᠮᠣᠷᠢ ᠳᠡᠯᠭᠡᠷᠴᠥ ᠪᠠᠢᠢᠬᠤ ᠪᠣᠯᠲᠤᠭᠠᠢ᠃

ᠬᠦᠯᠢᠥᠭ ᠮᠣᠷᠢᠳ ᠨᠢ ᠬᠤᠷᠳᠤᠨ᠂ ᠬᠡᠦᠬᠡᠳ ᠦᠨ ᠭᠡᠢᠢᠩ᠋ᠭᠣᠣ ᠨᠢ ᠴᠡᠭᠡᠯᠬᠡᠨ᠂ ᠬᠦᠴᠦᠲᠦ ᠪᠥᠬᠡᠴᠦᠳ ᠨᠢ ᠪᠢᠷ᠎ᠠ ᠲᠠᠢ᠂ ᠰᠡᠴᠡᠨ ᠬᠠᠷᠪᠤᠭᠠᠴᠢᠳ ᠨᠢ ᠣᠨᠴᠢᠲᠠᠢ᠂ ᠬᠦᠮᠦᠨ ᠠᠷᠠᠳ ᠨᠢ ᠪᠠᠬᠠᠳᠤᠯᠲᠠᠢ᠂ ᠥᠨᠳᠥᠷ ᠲᠡᠦᠬᠡ ᠢᠢᠨ ᠦᠨᠳᠦᠰᠦᠨ ᠦ ᠶᠡᠬᠡ ᠪᠠᠶᠠᠷ ᠨᠠᠭᠠᠳᠤᠮ ᠡᠢᠢᠨ ᠬᠦ ᠴᠣᠭ ᠬᠡᠢᠢᠮᠣᠷᠢ᠂ ᠪᠠᠶᠠᠷ ᠪᠠᠬᠠᠳᠤᠯ ᠢᠶᠠᠷ ᠳᠦᠭᠦᠷᠡᠩ᠂ ᠶᠣᠰᠣᠯᠠᠯ ᠲᠡᠭᠦᠯᠳᠡᠷ ᠥᠨᠳᠥᠷᠯᠡᠯ᠎ᠡ᠃

ᠮᠥᠩᠬᠡ ᠲᠩᠷᠢ ᠢᠢᠨ ᠳ᠋ᠣᠷ᠎ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ》 ᠭᠡᠯ᠎ᠡ᠃